ᠭ᠋ᠠᠳᠠᠭ᠋ᠠᠳᠤ (ᠭ᠍ᠠᠳᠠᠭ᠋ᠠᠳᠤ) ᠮᠣᠩᠭ᠍ᠣᠯ᠎ᠤᠨ ᠲᠥᠷᠥ᠍᠎ᠶᠢ ᠵᠠᠰᠠᠬᠤ ᠶᠠᠪᠤᠳᠠᠯ᠎ᠤᠨ ᠶᠠᠮᠤᠨ᠎ᠤ ᠡᠷᠬᠢᠨ ᠲᠦᠰᠢᠮᠡᠯ ᠬᠣᠶᠠᠷ ᠵᠡᠷᠭᠡ ᠪᠠᠭ᠍ᠤᠷᠠᠭ᠍ᠤᠯᠵᠤ ᠂ ᠲᠤᠰᠢᠶᠠᠯᠳᠤᠷ ᠠᠬᠤᠭ᠍ᠤᠯᠤᠭᠰᠠᠨ ᠲᠦᠰᠢᠮᠡᠯ ᠪᠠᠨᠳᠢ ᠊ᠲᠠᠨᠤ ᠬᠦᠨᠳᠦᠳᠡ ᠠᠢᠯᠠᠳᠬᠠᠬᠤ ᠠᠨ᠌ᠤ ᠱᠠᠩᠨ᠌ᠠᠬᠤᠶᠢᠨ ᠤᠴᠢᠷ ᠂ ᠥᠩᠭᠡᠷᠡᠭᠰᠡᠨ ᠵᠠᠰᠠᠭᠲᠤ᠌ ᠬᠠᠨ᠎ᠤ ᠭᠡᠷᠭᠡᠢ ᠬᠠᠯᠬ (ᠬᠠᠯᠬ᠎ᠠ)᠎ᠶᠢᠨ ᠵᠠᠰᠠᠭᠲᠤ᠌ ᠵᠠᠰᠠᠭ᠎ᠤᠨ ᠴᠢᠨ ᠸᠠᠩ ᠰᠡᠸᠠᠩᠵᠠᠪ ᠵᠠᠰᠠᠭᠲᠤ᠌ ᠬᠠᠨ᠎ᠤ ᠬᠥᠪᠡᠭᠦᠨ ᠤᠯᠤᠰᠳᠤᠷ (ᠲᠤᠷ) ᠲᠤᠰᠠᠯᠠᠭᠴᠢ ᠭᠦᠩ ᠬᠡᠰᠡᠭ ᠡᠳᠡ ᠴᠥᠮ ᠳᠡᠭᠡᠳᠦ᠎ᠶᠢᠨ ᠠᠮᠤᠭ᠍ᠤᠯᠠᠩᠢ ᠭ᠋ᠤᠶᠤᠨ ᠠᠯᠪᠠ ᠬᠦᠷᠭᠡᠷ᠎ᠡ ᠪᠡᠶ᠎ᠡ ᠢᠷᠡᠵᠦᠬᠦᠢ ᠢᠯᠭ᠍ᠠᠪᠠᠰᠤ ᠲᠦᠰᠢᠮᠡᠯ ᠮᠠᠨ᠎ᠤ ᠶᠠᠪᠤᠳᠠᠯ᠎ᠤᠨ ᠶᠠᠮᠤᠨ᠎ᠤ ᠲᠣᠭᠲᠠᠭ᠍ᠠᠭᠰᠠᠨ ᠬᠠᠤᠯᠢᠳᠤᠷ ᠬᠠᠯᠬ᠎ᠠ᠎ᠶᠢᠨ ᠬᠠᠨ ᠊ᠲᠠᠨᠤ ᠭᠡᠷᠭᠡᠢᠦᠳ ᠢᠷᠡᠭᠰᠡᠨᠳᠦᠷ ᠂ ᠬᠡᠷᠬᠢᠵᠦ᠍ ᠱᠠᠩᠨ᠌ᠠᠬᠤ ᠶᠠᠪᠤᠳᠠᠯ᠎ᠢ ᠡᠰᠡ ᠲᠣᠭᠲᠠᠭ᠍ᠠᠵᠤᠬᠤᠢ ᠂ ᠪᠠᠰᠠ ᠢᠯᠭ᠍ᠠᠪᠠᠰᠤ ᠡᠨ᠌ᠡ ᠵᠢᠯ ᠨ᠋ᠠᠮᠤᠷᠤᠨ ᠳᠤᠮᠳᠠᠳᠤ ᠰᠠᠷᠠᠳᠤᠷ ᠂ ᠬᠠᠯᠬ᠎ᠠ᠎ᠶᠢᠨ ᠲᠥᠷᠥ᠍᠎ᠶᠢᠨ ᠭᠢᠶᠦ᠋ᠨ ᠸᠠᠩ ᠫᠣᠨᠰᠣᠭ ᠷᠠᠪᠲᠠᠨ ᠢᠷᠡᠭᠰᠡᠨᠳᠦᠷ ᠂ ᠰᠢᠷᠳᠡᠭ᠍ᠰᠡᠨ ᠡᠮᠡᠭᠡᠯ ᠲᠣᠬᠣᠭᠰᠠᠨ ᠮᠣᠷᠢ ᠨ᠋ᠢᠭᠡᠨ ᠂ ᠳᠥᠴᠢᠨ ᠯᠠᠩ᠎ᠤᠨ ᠮᠥᠩᠭᠥᠨ᠎ᠦ ᠴᠠᠷ᠎ᠠ ᠨ᠋ᠢᠭᠡᠨ ᠂ ᠴᠠᠭᠳᠤᠷ (ᠲᠤᠷ) ᠨ᠋ᠡᠢᠯᠡᠭᠦᠯᠦᠨ (ᠨᠡᠢᠯᠡᠭᠦᠯᠦᠨ) ᠬᠥᠪᠡᠩ᠊ᠲᠦ (ᠬᠥᠪᠥᠩᠲᠦ) ᠮᠠᠩᠨ᠌ᠤᠭ ᠳᠡᠪᠡᠯ ᠨ᠋ᠢᠭᠡᠨ ᠂ ᠲᠣᠷᠭ᠍ᠠᠨᠤ ᠵᠠᠯᠠᠭ᠋ᠠ᠊ᠲᠤ (ᠵᠠᠯᠠᠭ᠋ᠠᠲᠤ) ᠮᠠᠯᠠᠭ᠋ᠠ ᠨ᠋ᠢᠭᠡᠨ ᠂ ᠠᠯᠲᠠᠨ᠎ᠢᠶᠠᠷ ᠣᠷᠣᠭ᠍ᠤᠯᠤᠭᠰᠠᠨ ᠲᠠᠤᠬᠠᠢ ᠪᠦᠰᠡᠨᠳᠦᠷ ᠬᠢᠲᠤᠭ᠋ᠠ ᠠᠯᠴᠢᠭ᠍ᠤᠷ ᠬᠠᠪᠲᠠᠷᠭ᠋ᠠ (ᠬᠠᠪᠲᠠᠭ᠍ᠠ) ᠤᠶᠠᠭᠰᠠᠭ᠍ᠠᠷ ᠨ᠋ᠢᠭᠡᠨ ᠂ ᠲᠡᠷᠢᠭᠦᠨ ᠵᠡᠷᠭᠡ᠎ᠶᠢᠨ ᠨ᠋ᠣᠭ᠍ᠣᠭ᠍ᠠᠨᠤ ᠰᠠᠭ᠍ᠠᠷᠢᠰᠤᠪᠠᠷ ᠬᠠᠪᠴᠢᠭᠰᠠᠨ ᠰᠠᠭ᠍ᠠᠷᠢᠨᠤ ᠭ᠋ᠤᠲᠤᠯᠳᠤᠷ ᠲᠣᠷᠭ᠋ᠠ ᠣᠢᠮᠤᠰᠤ᠎ᠲᠠᠢ ᠂ ᠲᠣᠷᠭ᠋ᠠ ᠠᠷᠪᠠᠨ ᠲᠠᠪᠤᠨ ᠂ ᠬᠠᠷ᠎ᠠ ᠪᠥᠰ ᠨ᠋ᠢᠭᠡᠨ ᠵᠠᠭ᠍ᠤᠨ ᠲᠠᠪᠢᠨ ᠂ ᠳᠠᠭ᠍ᠠᠵᠤ ᠢᠷᠡᠭᠰᠡᠨ ᠨ᠋ᠥᠬᠥᠷ ᠊ᠲᠡᠨᠳᠦᠷ
γadaγ-a-du (gadaγadu) mongγol-un törö-yi ǰasaqu yabudal-un yamun-u erkin tüsimel qoyar ǰerge baγuraγulǰu , tusiyal-dur aquγuluγsan tüsimel bandi -tan-u kündüde ayiladqaqu anu šangnaqu-yin učir , önggeregsen ǰasaγtu qan-u gergei qalq (qalq-a)-yin ǰasaγtu ǰasaγ-un čin wang sewangǰab ǰasaγtu qan-u köbegün ulus-dur (-tur) tusalaγči güng keseg ede čöm degedü-yin amuγulang-i γuyun alba kürger-e bey-e ireǰüküi ilgabasu tüsimel man-u yabudal-un yamun-u toγtaγaγsan qauli-dur qalq-a-yin qan -tan-u gergei-üd iregsen-dür , kerkiǰü šangnaqu yabudal-i ese toγtaγaǰuqui , basa ilgabasu ene ǰil namur-un dumdadu sar-a-dur , qalq-a-yin törö-yin giyün wang ponsoγ rabtan iregsen-dür , sirdegsen emegel toqoγsan mori nigen , döčin lang-un mönggön-ü čar-a nigen , čaγ-dur (-tur) neyilegül-ün (neyilegülün) köbeng--tü (köböngtü) mangnuγ debel nigen , torγan-u ǰalaγ-a--tu (ǰalaγatu) malaγ-a nigen , altan-iyar oroγuluγsan tauqai büsen-dür kituγ-a alčiγur qabtarγ-a (qabtaγ-a) uyaγsaγar nigen , terigün ǰerge-yin noγoγan-u saγarisu-bar qabčiγsan saγarin-u γutul-dur torγ-a oyimusutai , torγ-a arban tabun , qar-a bös nigen ǰaγun tabin , daγaǰu iregsen nökör -ten-dür